ᠠᠯᠲᠠᠨ ᠰᠢᠷᠭᠠᠯ ᠨᠤᠲᠤᠭ ᠮᠢᠨᠢ
ᠳᠠᠭᠤᠨ ᠤ᠋ ᠦᠭᠡ, ᠠᠶᠠ :ᠲᠢᠶᠧ ᠭᠠᠩ
ᠳᠠᠭᠤᠴᠢᠨ :ᠬᠠᠨ ᠴᠢᠤᠸᠠᠨ
ᠮᠥᠭᠡᠷᠡᠬᠦ ᠦᠨᠢᠶᠡᠨ ᠦ᠌ ᠳᠠᠭᠤᠨ ᠠ᠋ᠴᠠ ᠥᠷᠯᠥᠭᠡᠨ ᠦ᠌ ᠨᠣᠢᠷ ᠠ᠋ᠴᠠ ᠰᠡᠷᠡᠭᠰᠡᠨ
ᠮᠥᠷ ᠪᠣᠷᠣᠭᠠᠨ ᠤ᠋ ᠳᠠᠷᠠᠭᠠ ᠠᠳᠤᠭᠤᠨ ᠰᠦᠷᠦᠭ ᠢ᠋ᠶ᠋ᠡᠨ ᠲᠠᠭᠤᠪᠠᠢ
ᠮᠥᠮᠥ ᠶ᠋ᠢᠨ ᠴᠢᠨᠠᠭᠰᠠᠨ ᠴᠠᠢ ᠠ᠋ᠴᠠ ᠠᠮᠰᠠᠵᠤ ᠪᠡᠶᠡ ᠮᠢᠨᠢ ᠰᠣᠭᠲᠣᠭᠤᠷᠠᠭᠰᠠᠨ
ᠮᠡᠯᠮᠡᠯᠵᠡᠨ ᠬᠠᠷᠠᠭᠳᠠᠬᠤ ᠨᠤᠲᠤᠭ ᠮᠢᠨᠢ ᠮᠡᠯᠮᠡᠢ ᠳ᠋ᠦ᠍ ᠮᠢᠨᠢ ᠬᠠᠷᠠᠭᠳᠠᠭᠠᠳ ᠬᠠᠯᠢᠭᠤᠷᠠᠯᠠ
ᠠᠢ ᠳᠠ ᠬᠥᠭᠡᠷᠦᠬᠦᠢ ᠡᠵᠢ ᠮᠢᠨᠢ ᠠᠷᠤ ᠳ᠋ᠤ᠌ ᠮᠢᠨᠢ ᠬᠣᠴᠣᠷᠤᠭᠠᠳ ᠤᠶᠠᠷᠠᠯᠠ
ᠠᠢ ᠳᠠ᠂ ᠬᠥᠭᠡᠷᠦᠬᠦᠢ ᠨᠤᠲᠤᠭ ᠮᠢᠨᠢ ᠠᠯᠲᠠᠨ ᠰᠢᠷᠭᠠᠯ ᠢ᠋ᠶ᠋ᠠᠷ ᠬᠠᠯᠢᠭᠤᠷᠠᠯᠠ
ᠠᠪᠤ ᠶ᠋ᠢᠨ ᠠᠶᠠᠯᠠᠭᠤᠯᠤᠭᠰᠠᠨ ᠡᠬᠡᠰᠢᠭ ᠨᠢ ᠠᠩᠬᠠᠨ ᠤ᠋ ᠬᠢᠴᠢᠶᠡᠯ ᠪᠣᠯᠵᠤ ᠬᠣᠴᠣᠷᠤᠭᠰᠠᠨ
ᠠᠷᠭᠠᠯ ᠤ᠋ᠨ ᠭᠠᠯ ᠤ᠋ᠨ ᠢᠯᠴᠢᠨ ᠳ᠋ᠦ᠍ ᠨᠢ ᠰᠦ ᠪᠡᠨ ᠰᠠᠮᠤᠷᠤᠭᠰᠠᠨ ᠡᠵᠢ ᠮᠢᠨᠢ
ᠮᠡᠯᠡᠬᠡᠢ ᠳᠤᠤᠭᠠᠷᠤᠭᠰᠠᠨ ᠨᠠᠭᠤᠷ ᠠ᠋ᠴᠠ ᠰᠠᠷᠠᠨ ᠤ᠋ ᠭᠡᠷᠡᠯ ᠢ᠋ ᠪᠠᠬᠠᠷᠬᠠᠭᠰᠠᠨ
ᠮᠠᠷᠭᠠᠰᠢ ᠶ᠋ᠢᠨ ᠠᠮᠢᠳᠤᠷᠠᠯ ᠤ᠋ᠨ ᠭᠡᠭᠡ ᠮᠥᠷᠥᠭᠡᠳᠦᠯ ᠢ᠋ ᠳᠠᠯᠠᠯᠤᠨ ᠮᠠᠨᠳᠤᠪᠠᠢ
ᠠᠢ ᠳᠠ ᠬᠥᠭᠡᠷᠦᠬᠦᠢ ᠡᠵᠢ ᠮᠢᠨᠢ ᠠᠷᠤ ᠳ᠋ᠤ᠌ ᠮᠢᠨᠢ ᠬᠣᠴᠣᠷᠤᠭᠠᠳ ᠤᠶᠠᠷᠠᠯᠠ
ᠠᠢ ᠳᠠ᠂ ᠬᠥᠭᠡᠷᠦᠬᠦᠢ ᠨᠤᠲᠤᠭ ᠮᠢᠨᠢ ᠠᠯᠲᠠᠨ ᠰᠢᠷᠭᠠᠯ ᠢ᠋ᠶ᠋ᠠᠷ ᠬᠠᠯᠢᠭᠤᠷᠠᠯᠠ
music
ᠮᠥᠭᠡᠷᠡᠬᠦ ᠦᠨᠢᠶᠡᠨ ᠦ᠌ ᠳᠠᠭᠤᠨ ᠠ᠋ᠴᠠ ᠥᠷᠯᠥᠭᠡᠨ ᠦ᠌ ᠨᠣᠢᠷ ᠠ᠋ᠴᠠ ᠰᠡᠷᠡᠭᠰᠡᠨ
ᠮᠥᠷ ᠪᠣᠷᠣᠭᠠᠨ ᠤ᠋ ᠳᠠᠷᠠᠭᠠ ᠠᠳᠤᠭᠤᠨ ᠰᠦᠷᠦᠭ ᠢ᠋ᠶ᠋ᠡᠨ ᠲᠠᠭᠤᠪᠠᠢ
ᠮᠥᠮᠥ ᠶ᠋ᠢᠨ ᠴᠢᠨᠠᠭᠰᠠᠨ ᠴᠠᠢ ᠠ᠋ᠴᠠ ᠠᠮᠰᠠᠵᠤ ᠪᠡᠶᠡ ᠮᠢᠨᠢ ᠰᠣᠭᠲᠣᠭᠤᠷᠠᠭᠰᠠᠨ
ᠮᠡᠯᠮᠡᠯᠵᠡᠨ ᠬᠠᠷᠠᠭᠳᠠᠬᠤ ᠨᠤᠲᠤᠭ ᠮᠢᠨᠢ ᠮᠡᠯᠮᠡᠢ ᠳ᠋ᠦ᠍ ᠮᠢᠨᠢ ᠬᠠᠷᠠᠭᠳᠠᠭᠠᠳ ᠬᠠᠯᠢᠭᠤᠷᠠᠯᠠ
ᠠᠢ ᠳᠠ ᠬᠥᠭᠡᠷᠦᠬᠦᠢ ᠡᠵᠢ ᠮᠢᠨᠢ ᠠᠷᠤ ᠳ᠋ᠤ᠌ ᠮᠢᠨᠢ ᠬᠣᠴᠣᠷᠤᠭᠠᠳ ᠤᠶᠠᠷᠠᠯᠠ
ᠠᠢ ᠳᠠ᠂ ᠬᠥᠭᠡᠷᠦᠬᠦᠢ ᠨᠤᠲᠤᠭ ᠮᠢᠨᠢ ᠠᠯᠲᠠᠨ ᠰᠢᠷᠭᠠᠯ ᠢ᠋ᠶ᠋ᠠᠷ ᠬᠠᠯᠢᠭᠤᠷᠠᠯᠠ
ᠠᠢ ᠳᠠ ᠬᠥᠭᠡᠷᠦᠬᠦᠢ ᠡᠵᠢ ᠮᠢᠨᠢ ᠠᠷᠤ ᠳ᠋ᠤ᠌ ᠮᠢᠨᠢ ᠬᠣᠴᠣᠷᠤᠭᠠᠳ ᠤᠶᠠᠷᠠᠯᠠ
ᠠᠢ ᠳᠠ᠂ ᠬᠥᠭᠡᠷᠦᠬᠦᠢ ᠨᠤᠲᠤᠭ ᠮᠢᠨᠢ ᠠᠯᠲᠠᠨ ᠰᠢᠷᠭᠠᠯ ᠢ᠋ᠶ᠋ᠠᠷ ᠬᠠᠯᠢᠭᠤᠷᠠᠯᠠ
ᠠᠯᠲᠠᠨ ᠰᠢᠷᠭᠠᠯ ᠢ᠋ᠶ᠋ᠠᠷ ᠬᠠᠯᠢᠭᠤᠷᠠᠯᠠ