蒙超力量 - 韩泉/乌日嘎喜/苏力德
词:道仁希乐
曲:韩泉
ᠬᠥᠬᠡ ᠮᠥᠩᠭᠥᠨ ᠲᠡᠭᠷᠢ ᠨᠢ ᠬᠤᠷᠠᠶ᠋ᠢᠨ ᠠᠶᠠᠯᠭᠤᠲᠠᠢ
ᠬᠥᠬᠡᠮᠳᠦᠭ ᠨᠣᠭᠣᠭᠠᠨ ᠲᠠᠯᠠ ᠨᠢ ᠰᠦᠷᠦᠭᠦ᠋ᠨ ᠠᠶᠠᠯᠭᠤᠲᠠᠢ
ᠬᠥᠨᠳᠡᠢᠶ᠋ᠢᠨ ᠰᠡᠷᠢᠭᠦᠨ ᠰᠠᠯᠬᠢᠨᠤ᠋ ᠬᠥᠭᠡᠮᠡᠢᠶ᠋ᠢᠨ ᠠᠶᠠᠯᠭᠤᠲᠠᠢ
ᠬᠦᠢᠶ᠋ᠢ ᠠᠷᠭᠠᠮᠵᠢᠭᠰᠠᠨ ᠨᠤᠲᠤᠭ ᠨᠢ ᠵᠢᠷᠭᠠᠯᠤ᠋ᠨ ᠠᠶᠠᠯᠭᠤᠲᠠᠢ
ᠳᠡᠨᠵᠢᠨ ᠴᠡᠩᠬᠡᠷ ᠪᠣᠷᠣᠭᠠ ᠨᠢ ᠶᠠᠲᠤᠭᠠᠶ᠋ᠢᠨ ᠠᠶᠠᠯᠭᠤᠲᠠᠢ
ᠳᠡᠯᠭᠡᠷ ᠵᠠᠩᠲᠠᠢ ᠡᠷᠡᠴᠦᠳ ᠨᠢ ᠢᠨᠢᠶᠡᠳᠦᠶ᠋ᠢᠨ ᠠᠶᠠᠯᠭᠤᠲᠠᠢ
ᠳᠡᠯᠡᠬᠡᠢᠪᠡᠨ ᠴᠢᠮᠡᠭᠰᠡᠨ ᠬᠡᠦᠬᠡᠳ ᠨᠢ ᠬᠠᠢᠷᠠᠶ᠋ᠢᠨ ᠠᠶᠠᠯᠭᠤᠲᠠᠢ
ᠳᠡᠪᠡᠯᠲᠡᠢ ᠪᠤᠷᠬᠠᠨ ᠡᠪᠦᠭᠡᠳᠦ᠋ᠨ ᠢᠷᠦᠭᠡᠯᠦ᠋ᠨ ᠠᠶᠠᠯᠭᠤᠲᠠᠢ
呵
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠳᠡᠪᠡᠯᠲᠡᠢ ᠪᠤᠷᠬᠠᠨ ᠡᠪᠦᠭᠡᠳᠦ᠋ᠨ ᠢᠷᠦᠭᠡᠯᠦ᠋ᠨ ᠠᠶᠠᠯᠭᠤᠲᠠᠢ
ᠤᠷᠤᠭᠰᠢᠪᠠᠨ ᠲᠠᠪᠰᠢᠬᠤ ᠡᠷᠴᠢ ᠵᠣᠷᠢᠭ ᠨᠢ ᠢᠯᠠᠯᠲᠠᠶ᠋ᠢᠨ ᠠᠶᠠᠯᠭᠤᠲᠠᠢ
ᠨᠠᠢᠷᠤ᠋ᠨ ᠮᠠᠩᠯᠠᠢᠶ᠋ᠢᠨ ᠠᠯᠳᠠᠷ ᠨᠢ ᠢᠲᠡᠭᠡᠯᠦ᠋ᠨ ᠠᠶᠠᠯᠭᠤᠲᠠᠢ
ᠨᠠᠭᠠᠳᠤᠮᠤ᠋ᠨ ᠲᠡᠷᠢᠭᠦᠨᠦ᠌ ᠠᠮᠵᠢᠯᠲᠠ ᠨᠢ ᠬᠠᠮᠲᠤᠶ᠋ᠢᠨ ᠠᠶᠠᠯᠭᠤᠲᠠᠢ
ᠤᠷᠢᠶᠠᠯᠠᠨ ᠬᠠᠰᠬᠢᠷᠬᠤ ᠬᠦᠴᠦᠲᠦ ᠳᠠᠭᠤᠤ ᠨᠢ ᠨᠢᠭᠲᠠᠷᠠᠭᠰᠠᠨ ᠠᠶᠠᠯᠭᠤᠲᠠᠢ
ᠤᠷᠤᠭᠰᠢᠪᠠᠨ ᠲᠠᠪᠰᠢᠬᠤ ᠡᠷᠴᠢ ᠵᠣᠷᠢᠭ ᠨᠢ ᠢᠯᠠᠯᠲᠠᠶ᠋ᠢᠨ ᠠᠶᠠᠯᠭᠤᠲᠠᠢ
ᠤᠭᠠᠯᠵᠠᠯᠠᠨ ᠮᠢᠷᠠᠯᠵᠠᠬᠤ ᠭᠣᠣᠯ ᠨᠢ ᠬᠥᠭᠵᠢᠮᠦ᠋ᠨ ᠠᠶᠠᠯᠭᠤᠲᠠᠢ
ᠤᠷᠲᠤᠶ᠋ᠢᠨ ᠳᠠᠭᠤᠨᠤ᠋ ᠡᠬᠡᠰᠢᠭ ᠨᠢ ᠲᠡᠭᠷᠢᠶ᠋ᠢᠨ ᠠᠶᠠᠯᠭᠤᠲᠠᠢ
ᠤᠶᠠᠷᠠᠨ ᠪᠤᠴᠠᠬᠤ ᠰᠢᠪᠠᠭᠤᠳ ᠨᠢ ᠨᠡᠭᠦᠳᠡᠯᠦ᠋ᠨ ᠠᠶᠠᠯᠭᠤᠲᠠᠢ
ᠤᠳᠤᠮ ᠳᠠᠮᠵᠢᠭᠰᠠᠨ ᠡᠬᠡ ᠣᠷᠣᠨ ᠬᠦᠴᠦᠲᠦ ᠠᠶᠠᠯᠭᠤᠲᠠᠢ
呵
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠷᠤᠭᠰᠢᠪᠠᠨ ᠳᠠᠪᠬᠢ
ᠤᠳᠤᠮ ᠳᠠᠮᠵᠢᠭᠰᠠᠨ ᠡᠬᠡ ᠣᠷᠣᠨ ᠬᠦᠴᠦᠲᠦ ᠠᠶᠠᠯᠭᠤᠲᠠᠢ