ᠴᠡᠯᠮᠡᠭ ᠬᠥᠬᠡ ᠲᠡᠭᠷᠢ ᠨᠢ ᠡᠭᠦᠯᠡᠰᠢ᠋ᠢᠡᠨ ᠰᠢᠯᠡᠭᠡᠭᠰᠡᠨ
ᠴᠡᠴᠡᠭᠬᠡᠨ ᠪᠣᠭᠳᠠ ᠠᠭᠤᠯᠠ ᠨᠢ ᠲᠠᠯᠠ ᠪᠠᠨ ᠮᠠᠨᠠᠭᠰᠠᠨ
ᠴᠡᠪᠡᠷᠬᠡᠨ ᠭᠣᠣᠯ ᠭᠣᠷᠤᠭᠠ ᠨᠢ ᠨᠤᠲᠤᠭᠢ᠋ᠢᠡᠨ ᠤᠮᠳᠠᠯᠠᠭᠠᠳ
ᠴᠡᠯᠡᠭᠡᠷᠬᠡᠨ ᠤᠢ ᠬᠥᠪᠴᠢ ᠨᠢ ᠪᠠᠢᠭᠠᠯᠢ ᠪᠠᠨ ᠴᠢᠮᠡᠨᠡ
ᠳᠥᠷᠪᠡᠨ ᠤᠲᠠᠰᠤᠲᠤ ᠬᠤᠭᠤᠷ ᠨᠢ ᠲᠡᠦᠬᠡ ᠪᠠᠨ ᠬᠥᠭᠯᠡᠭᠰᠡᠨ
ᠳᠦᠷᠢᠯᠭᠡ ᠪᠠᠶᠠᠨ ᠳᠠᠭᠤᠤ ᠨᠢ ᠠᠷᠠᠳᠢ᠋ᠢᠡᠨ ᠪᠦᠪᠡᠢᠯᠡᠭᠰᠡᠨ
ᠳᠦᠷᠦᠭᠡ ᠵᠢ ᠮᠢᠯᠢᠶᠠᠭᠰᠠᠨ ᠰᠦ᠋ ᠨᠢ ᠢᠳᠡᠭᠡᠯᠢ᠋ ᠡᠷᠴᠢᠯᠡᠭᠡᠳ
ᠳᠡᠭᠦᠯᠢᠨ ᠳᠠᠭᠬᠢᠬᠤ ᠬᠦᠯᠦᠭ ᠨᠢ ᠪᠣᠭᠳᠠ ᠪᠠᠨ ᠦᠭᠡᠢᠯᠡᠨᠡ
ᠴᠢᠮᠡᠭᠲᠦ ᠨᠣᠭᠤᠭᠠᠨ ᠬᠢᠩᠭᠠᠨᠮᠢᠨᠢ
ᠠᠷᠠᠳᠤ᠋ᠨ ᠳᠠᠭᠤᠤ ᠰᠢᠭ ᠤᠶᠠᠩᠭᠠᠯᠢᠭ ᠳ᠋ᠠ
ᠴᠢᠩᠭᠢᠰᠤ᠋ᠨ ᠰᠦᠮᠡᠢ᠋ᠢᠨ ᠳᠠᠭᠠᠳᠭᠠᠯᠮᠢᠨᠢ
ᠷᠠᠰᠢᠶᠠᠨ ᠪᠤᠯᠠᠭ ᠰᠢᠭ ᠠᠷᠢᠭᠤᠬᠠᠨ ᠳ᠋ᠠ
ᠤᠯᠠᠭᠠᠨᠮᠣᠳᠤᠢ᠋ᠢᠨ ᠦᠵᠡᠮᠵᠢ ᠨᠢ ᠵᠠᠰᠠᠭᠲᠤ ᠪᠠᠨ ᠭᠡᠢᠭᠦᠯᠦᠭᠰᠡᠨ
ᠤᠯᠠᠢᠵᠤ ᠰᠢᠷᠭᠠᠯᠳᠤᠭᠰᠠᠨ ᠪᠠᠳᠤᠴᠠᠭᠠᠨ ᠨᠢ ᠲᠦᠰᠢᠶᠡᠲᠦ ᠪᠠᠨ ᠴᠢᠮᠡᠭᠰᠡᠨ
ᠤᠨᠳᠤᠷᠴᠤ ᠣᠷᠭᠢᠯᠤᠭᠰᠠᠨ ᠪᠤᠯᠠᠭ ᠨᠢ ᠷᠠᠰᠢᠶᠠᠨᠢ᠋ᠢᠡᠨ ᠠᠯᠳᠠᠷᠰᠢᠭᠤᠯᠤᠭᠠᠳ
ᠤᠷᠤᠰᠭᠠᠯ ᠮᠥᠩᠭᠦᠨ ᠴᠣᠤᠯ ᠨᠢ ᠵᠠᠯᠠᠢᠳᠢ᠋ᠢᠡᠨ ᠲᠡᠳᠭᠦᠨᠡ
ᠴᠢᠮᠡᠭᠲᠦ ᠨᠣᠭᠤᠭᠠᠨ ᠬᠢᠩᠭᠠᠨᠮᠢᠨᠢ
ᠠᠷᠠᠳᠤ᠋ᠨ ᠳᠠᠭᠤᠤ ᠰᠢᠭ ᠤᠶᠠᠩᠭᠠᠯᠢᠭ ᠳ᠋ᠠ
ᠴᠢᠩᠭᠢᠰᠤ᠋ᠨ ᠰᠦᠮᠡᠢ᠋ᠢᠨ ᠳᠠᠭᠠᠳᠭᠠᠯᠮᠢᠨᠢ
ᠷᠠᠰᠢᠶᠠᠨ ᠪᠤᠯᠠᠭ ᠰᠢᠭ ᠠᠷᠢᠭᠤᠬᠠᠨ ᠳ᠋ᠠ
ᠴᠢᠮᠡᠭᠲᠦ ᠨᠣᠭᠤᠭᠠᠨ ᠬᠢᠩᠭᠠᠨᠮᠢᠨᠢ
ᠠᠷᠠᠳᠤ᠋ᠨ ᠳᠠᠭᠤᠤ ᠰᠢᠭ ᠤᠶᠠᠩᠭᠠᠯᠢᠭ ᠳ᠋ᠠ
ᠴᠢᠩᠭᠢᠰᠤ᠋ᠨ ᠰᠦᠮᠡᠢ᠋ᠢᠨ ᠳᠠᠭᠠᠳᠭᠠᠯᠮᠢᠨᠢ
ᠷᠠᠰᠢᠶᠠᠨ ᠪᠤᠯᠠᠭ ᠰᠢᠭ ᠠᠷᠢᠭᠤᠬᠠᠨ ᠳ᠋ᠠ