厄尼尔 - 者思范
词:H.Q/EBUL
曲:Zebra
ᠴᠢᠬᠢᠨ ᠳ᠋ᠦ ᠬᠠᠩᠭᠢᠨᠠᠭᠠᠳ ᠭᠠᠷᠤᠭᠰᠠᠨ
ᠥᠨᠢᠷ ᠬᠠᠷᠠᠩᠭᠤᠢ ᠶ᠋ᠢᠨ
ᠳᠣᠲᠣᠷᠠ ᠡᠴᠠ ᠲᠡᠮᠡᠦᠯᠦᠭᠰᠡᠨ
ᠬᠥᠭᠡᠷᠦᠬᠦᠢ ᠨᠤᠲᠤᠭ ᠮᠢᠨᠢ
ᠨᠠᠮᠠᠶ᠋ᠢ ᠪᠠᠨ ᠭᠡᠶᠢᠭᠦᠯᠦᠭᠰᠡᠨ
ᠰᠠᠶᠢᠬᠠᠨ ᠮᠥᠷᠥᠭᠡᠳᠦᠯ
ᠡᠷᠬᠢᠮ ᠲᠥᠷᠥᠭᠳᠡᠯ
ᠬᠠᠷᠠ ᠲᠡᠷᠢᠭᠦᠲᠡᠨ ᠢ
ᠪᠤᠴᠠᠭᠠᠬᠤ ᠨᠢ ᠮᠠᠷᠲᠠᠭᠳᠠᠯ
ᠮᠥᠩᠬᠡ ᠶ᠋ᠢᠨ ᠣᠷᠣᠰᠢᠬᠤ ᠨᠤᠲᠤᠭ
ᠥᠷᠥ ᠵᠢᠷᠦᠬᠡᠨ ᠦ ᠮᠢᠨᠢ ᠰᠢᠲᠦᠭᠡᠨ
ᠨᠠᠷᠠᠯᠠᠭ ᠬᠤᠷᠸᠠ ᠶ᠋ᠢᠨ ᠨᠤᠭᠤᠴᠠᠭᠠᠨ ᠳ᠋ᠤ
ᠨᠠᠳᠠ ᠳ᠋ᠤ ᠭᠣᠮᠣᠳᠠᠨ ᠵᠡᠭᠦᠳᠦᠯᠡᠵᠦ
ᠪᠠᠶᠢᠭᠠ ᠪᠣᠯᠪᠠ ᠦᠦ
ᠠᠶᠢᠯ ᠤᠨ ᠮᠢᠨᠢ ᠵᠡᠭᠦᠨᠳ᠋ᠡᠬᠢ
ᠭᠣᠣᠯ ᠤᠨ ᠮᠢᠨᠢ ᠳᠠᠩ
ᠠᠯᠢᠶᠠᠷᠬᠠᠵᠤ ᠪᠠᠶᠢᠭᠰᠠᠨ
ᠪᠠᠭᠠ ᠶ᠋ᠢᠨ ᠮᠢᠨᠢ ᠨᠠᠰᠤ
ᠠᠯᠠ ᠲᠠᠢ ᠲᠡᠷᠡ ᠥᠮᠥᠳᠦ ᠪᠡᠨ
ᠴᠢᠷᠴᠦ ᠪᠠᠶᠢᠭᠰᠠᠨ ᠴᠠᠭ
ᠠᠪᠤ᠋ ᠡᠴᠠ ᠪᠠᠨ ᠵᠠᠢ ᠦᠭᠡᠢ
ᠳᠠᠭᠠᠵᠤ ᠪᠠᠶᠢᠭᠰᠠᠨ ᠨᠠᠰᠤ
ᠠᠩᠬᠠ ᠪᠢ ᠬᠥᠯ ᠳ᠋ᠦ ᠣᠷᠣᠬᠤ ᠳ᠋ᠤ
ᠭᠢᠰᠬᠢᠵᠦ ᠪᠠᠶᠢᠭᠰᠠᠨ ᠭᠠᠵᠠᠷ ᠰᠢᠷᠣᠢ
ᠣᠳᠣ ᠲᠡᠭᠦᠨ ᠢ ᠮᠢᠨᠢ ᠬᠠᠶᠢᠷᠠᠯᠠᠵᠤ
ᠪᠣᠷᠣᠭᠠᠨ ᠳᠡᠭᠡᠷᠡ ᠡᠴᠡ ᠬᠤᠷᠳᠤᠨ ᠣᠷᠣ ᠡ
ᠨᠤᠲᠤᠭ ᠤᠨ ᠮᠢᠨᠢ ᠰᠢᠮᠡ ᠪᠣᠯᠣᠭᠰᠠᠨ
ᠵᠢᠪᠲᠦ ᠶ᠋ᠢᠨ ᠮᠢᠨᠢ ᠭᠣᠣᠯ
ᠤᠷᠤᠰᠬᠠᠯ ᠴᠢᠨᠢ ᠬᠡᠵᠢᠶᠡᠳᠡ
ᠬᠦᠴᠦᠲᠡᠢ ᠪᠡᠷ ᠢᠶ᠋ᠡᠨ ᠪᠠᠢ
ᠥᠨᠢᠷ ᠬᠠᠷᠠᠩᠭᠤᠢ ᠶ᠋ᠢᠨ
ᠳᠣᠲᠣᠷᠠ ᠡᠴᠠ ᠲᠡᠮᠡᠦᠯᠦᠭᠰᠡᠨ
ᠬᠥᠭᠡᠷᠦᠬᠦᠢ ᠨᠤᠲᠤᠭ ᠮᠢᠨᠢ
ᠨᠠᠮᠠᠶ᠋ᠢ ᠪᠠᠨ ᠭᠡᠶᠢᠭᠦᠯᠦᠭᠰᠡᠨ
ᠰᠠᠶᠢᠬᠠᠨ ᠮᠥᠷᠥᠭᠡᠳᠦᠯ
ᠡᠷᠬᠢᠮ ᠲᠥᠷᠥᠭᠳᠡᠯ
ᠬᠠᠷᠠ ᠲᠡᠷᠢᠭᠦᠲᠡᠨ ᠢ
ᠪᠤᠴᠠᠭᠠᠬᠤ ᠨᠢ ᠮᠠᠷᠲᠠᠭᠳᠠᠯ
ᠮᠥᠩᠬᠡ ᠶ᠋ᠢᠨ ᠣᠷᠣᠰᠢᠬᠤ ᠨᠤᠲᠤᠭ
ᠥᠷᠥ ᠵᠢᠷᠦᠬᠡᠨ ᠦ ᠮᠢᠨᠢ ᠰᠢᠲᠦᠭᠡᠨ
ᠨᠠᠷᠠᠯᠠᠭ ᠬᠤᠷᠸᠠ ᠶ᠋ᠢᠨ ᠨᠤᠭᠤᠴᠠᠭᠠᠨ ᠳ᠋ᠤ
ᠨᠠᠳᠠ ᠳ᠋ᠤ ᠭᠣᠮᠣᠳᠠᠨ ᠵᠡᠭᠦᠳᠦᠯᠡᠵᠦ
ᠪᠠᠶᠢᠭᠠ ᠪᠣᠯᠪᠠ ᠦᠦᠵᠤ ᠪᠠᠶᠢᠭᠠᠳᠠ ᠬᠣᠭᠣᠯᠠ